二连浩特市人民政府蒙古文 365网络科技_bat365在线登录_注册送365元可提款

<legend id="h4sia"></legend><samp id="h4sia"></samp>
<sup id="h4sia"></sup>
<mark id="h4sia"><del id="h4sia"></del></mark>

<p id="h4sia"><td id="h4sia"></td></p><track id="h4sia"></track>

<delect id="h4sia"></delect>
  • <input id="h4sia"><address id="h4sia"></address>

    <menuitem id="h4sia"></menuitem>

    1. <blockquote id="h4sia"><rt id="h4sia"></rt></blockquote>
      <wbr id="h4sia">
    2. <meter id="h4sia"></meter>

      <th id="h4sia"><center id="h4sia"><delect id="h4sia"></delect></center></th>
    3. <dl id="h4sia"></dl>
    4. <rp id="h4sia"><option id="h4sia"></option></rp>

         
        ᠡᠷᠢᠶᠡᠨ  ᠦᠷᠳᠡᠭᠡ ᠥᠭᠡᠷᠡᠴᠢᠯᠡᠨ ᠪᠠᠶᠢᠭᠤᠯᠬᠤ ᠠᠵᠢᠯ  ᠢᠶᠠᠨ ᠤᠷᠤᠭᠰᠢᠲᠠᠢ ᠪᠡᠶᠡᠯᠡᠭᠦᠯᠵᠦ᠂ ᠲᠡᠭᠡᠭᠡᠪᠦᠷᠢ ᠶᠢᠨ  ᠴᠢᠳᠠᠮᠵᠢ ᠪᠠᠨ ᠲᠡᠭᠡᠭᠰᠢᠯᠡᠭᠦᠯᠦᠭᠰᠡᠨ
        ᠨᠡᠶᠢᠲᠡᠯᠡᠭᠰᠡᠨ ᠴᠠᠭ᠄
        2022/9/3
        ᠡᠷᠢᠶᠡᠨ  ᠬᠤᠳᠠ   ᠶᠢᠨ  ᠶᠡᠷᠦᠩᠬᠡᠶᠢᠯᠬᠠᠰᠡᠨ ᠷᠠᠳᠢᠣ᠋ ᠶᠢᠨ  ᠰᠤᠷᠪᠤᠯᠵᠢᠯᠠᠭᠴᠢ  ᠪᠦᠷᠢᠩᠭᠤᠸ᠎ᠠ   ᠶᠢᠨ  ᠮᠡᠳᠡᠭᠡᠯᠡᠭᠰᠡᠨ  ᠢᠶᠠᠷ᠄ᠡᠷᠢᠶᠡᠨ  ᠦᠷᠳᠡᠭᠡ ᠥᠭᠡᠷᠡᠴᠢᠯᠡᠨ ᠪᠠᠶᠢᠭᠤᠯᠬᠤ ᠠᠵᠢᠯ  ᠢᠶᠠᠨ ᠤᠷᠤᠭᠰᠢᠲᠠᠢ ᠪᠡᠶᠡᠯᠡᠭᠦᠯᠵᠦ᠂ ᠲᠡᠭᠡᠭᠡᠪᠦᠷᠢ ᠶᠢᠨ  ᠴᠢᠳᠠᠮᠵᠢ ᠪᠠᠨ ᠲᠡᠭᠡᠭᠰᠢᠯᠡᠭᠦᠯᠦᠭᠰᠡᠨ      8 ᠰᠠᠷ᠎ᠠ ᠶᠢᠨ 11 ᠤ ᠡᠳᠦᠷ᠂  ᠳᠤᠮᠳᠠᠳᠤ ᠤᠯᠤᠰ ᠤᠨ ᠲᠡᠮᠦᠷ ᠵᠠᠮ ᠤᠨ ᠠᠷᠪᠠᠳᠤᠭᠠᠷ   ᠲᠤᠪᠴᠢᠶᠠᠨ ᠤ ᠳᠠᠭᠠᠭᠠᠴᠢᠯᠠᠨ ᠪᠠᠶᠢᠭᠤᠯᠤᠭᠰᠠᠨ ᠵᠢᠨᠢᠩ ᠠᠴᠠ ᠡᠷᠢᠶᠡᠨ  ᠬᠦᠷᠬᠦ  ᠲᠡᠮᠦᠷ ᠵᠠᠮ ᠤᠨ ᠡᠷᠢᠶᠡᠨ  ᠦᠷᠳᠡᠭᠡᠨ ᠤ ᠴᠢᠳᠠᠮᠵᠢ ᠶᠢ ᠥᠷᠭᠡᠳᠬᠡᠬᠦ  ᠪᠠᠷᠢᠯᠭ᠎ᠠ ᠵᠢᠴᠢ ᠡᠷᠢᠶᠡᠨ  ᠦᠷᠳᠡᠭᠡᠨ ᠤ ᠲᠥᠪᠯᠡᠷᠡᠭᠦᠯᠦᠨ ᠡᠵᠡᠮᠳᠡᠬᠦ ᠲᠥᠪ ᠤᠨ ᠪᠠᠷᠢᠯᠭ᠎ᠠ  ᠠᠮᠵᠢᠯᠲᠠ ᠲᠠᠢ ᠲᠠᠭᠤᠰᠴᠤ᠂ ᠡᠨᠡ ᠨᠢ  ᠣᠯᠠᠨ ᠤᠯᠤᠰ ᠤᠨ ᠪᠣᠭᠤᠮᠲᠠ ᠶᠢᠨ  ᠲᠡᠭᠡᠭᠡᠪᠦᠷᠢ ᠶᠢᠨ  ᠴᠢᠳᠠᠮᠵᠢ ᠶᠡᠭᠡ ᠪᠠᠷ ᠳᠡᠭᠡᠭᠰᠢᠯᠡᠭᠰᠡᠨ ᠢ  ᠬᠠᠷᠠᠭᠤᠯᠵᠠᠢ᠃          ᠲᠣᠰ ᠤᠳᠠᠭᠠᠨ ᠤ ᠡᠷᠢᠶᠡᠨ ᠥᠷᠲᠡᠭᠡ ᠶᠢ ᠥᠭᠡᠷᠡᠴᠢᠯᠡᠨ ᠪᠠᠶᠢᠭᠤᠯᠬᠤ ᠠᠵᠢᠯ ᠪᠣᠯ ᠵᠢᠨᠢᠩ ᠠᠴᠠ ᠡᠷᠢᠶᠡᠨ ᠬᠦᠷᠬᠦ ᠲᠡᠮᠦᠷ ᠵᠠᠮ ᠤᠨ ᠪᠥᠬᠦ ᠱᠤᠭᠤᠮ ᠤᠨ ᠵᠠᠩᠭᠢᠯᠠᠭ᠎ᠠ ᠶᠢᠨ ᠡᠵᠡᠮᠳᠡᠯ ᠤᠨ ᠴᠢᠨᠠᠷᠲᠠᠢ ᠢᠨᠵᠡᠸ᠋ᠨᠡᠷᠢᠩ ᠪᠣᠯᠣᠨ᠎ᠠ  ᠃  ᠭᠤᠣᠯᠳᠠᠭᠤ ᠲᠡᠮᠦᠷ ᠵᠠᠮ ᠤᠨ ᠪᠠᠷᠢᠮᠵᠢᠶᠠᠲᠤ   ᠵᠠᠮ  ᠱᠤᠭᠤᠮ᠂ ᠲᠡᠷᠭᠡ ᠲᠣᠬᠢᠷᠠᠭᠤᠯᠬᠤ  ᠵᠠᠮ ᠱᠤᠭᠤᠮ ᠢ ᠲᠣᠰ ᠲᠣᠰ 1  ᠢ ᠨᠡᠮᠡᠵᠦ  ᠂  5  ᠲᠡᠮᠦᠷ ᠵᠠᠮ ᠤᠨ ᠱᠤᠭᠤᠮ ᠢ ᠥᠭᠡᠷᠡᠴᠢᠯᠡᠨ  ᠪᠠᠶᠢᠭᠤᠯᠵᠠᠢ  ᠃  1 ᠥᠷᠭᠡᠨ  ᠵᠦᠷᠢᠭᠳᠦ ᠲᠡᠮᠦᠷ ᠵᠠᠮ  ᠤᠨ ᠱᠤᠭᠤᠮ  ᠨᠡᠮᠡᠵᠦ  ᠂ 5  ᠲᠡᠷᠭᠡ ᠲᠣᠬᠢᠷᠠᠭᠤᠯᠬᠤ ᠱᠤᠭᠤᠮ   ᠢ  ᠦᠭᠡᠷᠡᠴᠢᠯᠡᠵᠦ  ᠂ ᠥᠷᠭᠡᠨ ᠵᠦᠷᠢᠭᠳᠦ  ᠲᠡᠮᠦᠷ ᠵᠠᠮ  ᠱᠤᠭᠤᠮ ᠤᠨ  ᠴᠢᠮᠡᠭᠡ ᠬᠤᠯᠪᠣᠭ᠎ᠠ᠂  ᠰᠦᠯᠵᠢᠶ᠎ᠡ᠂ ᠴᠠᠬᠢᠯᠭᠠᠨ ᠬᠦᠴᠦᠨ ᠵᠡᠷᠭᠡ ᠲᠥᠬᠦᠭᠡᠷᠦᠮᠵᠢ   ᠶᠢ ᠲᠠᠰ ᠳᠡᠪᠰᠢᠭᠦᠯᠦᠨ   ᠦᠭᠡᠷᠡᠴᠢᠯᠡᠵᠠᠢ  ᠃ ᠡᠷᠢᠶᠡᠨ  ᠦᠷᠳᠡᠭᠡᠨ ᠤ  ᠲᠥᠪᠯᠡᠷᠡᠭᠦᠯᠦᠨ ᠡᠵᠡᠮᠳᠡᠬᠦ ᠢᠨᠵᠡᠸ᠋ᠨᠡᠷᠢᠩ  ᠪᠣᠯᠤᠭᠰᠠᠨ ᠤ ᠬᠤᠪᠢ ᠳᠤ᠂  ᠥᠷᠭᠡᠨ ᠵᠦᠷᠢᠭᠳᠦ ᠲᠡᠮᠦᠷ ᠵᠠᠮ ᠤᠨ ᠲᠠᠯᠠᠪᠠᠶ  ᠂  ᠪᠠᠷᠢᠮᠵᠢᠶᠠᠲᠤ ᠲᠡᠮᠦᠷ ᠵᠠᠮ ᠤᠨ ᠲᠠᠯᠠᠪᠠᠶ᠂ ᠬᠦᠷᠳᠦ ᠰᠣᠯᠢᠬᠤ ᠬᠥᠮᠥᠷᠭᠡ ᠶᠢᠨ ᠲᠠᠯᠠᠪᠠᠶ᠂ ᠬᠢᠯᠢ ᠶᠢᠨ ᠪᠠᠶᠢᠴᠠᠭᠠᠯᠲᠠ ᠶᠢᠨ ᠲᠠᠯᠠᠪᠠᠶ ᠵᠡᠷᠭᠡ ᠳᠥᠷᠪᠡᠨ ᠲᠠᠯᠠᠪᠤᠷ ᠤᠨ ᠲᠥᠪᠯᠡᠷᠡᠭᠦᠯᠦᠨ ᠡᠵᠡᠮᠳᠡᠬᠦ ᠶᠢ  ᠪᠡᠶᠡᠯᠡᠭᠦᠯᠵᠦ ᠂  ᠰᠦᠯᠵᠢᠶ᠎ᠡ᠂ ᠴᠢᠮᠡᠭᠡ ᠬᠤᠯᠪᠣᠭ᠎ᠠ᠂ ᠮᠡᠳᠡᠭᠡ ᠵᠠᠩᠭᠢ᠂ ᠴᠠᠬᠢᠯᠭᠠᠨ ᠬᠦᠴᠦᠨ᠂ ᠭᠡᠷ ᠪᠠᠶᠢᠰᠢᠩ ᠤᠨ ᠪᠦᠲᠦᠭᠡᠨ ᠪᠠᠶᠢᠭᠤᠯᠤᠯᠲᠠ ᠵᠡᠷᠭᠡ  ᠪᠠᠷᠢᠯᠭ᠎ᠠ ᠶᠢᠨ ᠠᠵᠢᠯ  ᠶᠢ ᠪᠠᠭᠳᠠᠭᠠᠵᠠᠢ᠃          ︵ ᠰᠤᠷᠪᠤᠯᠵᠢᠯᠠᠭ᠎ᠠ︶ᠳᠤᠮᠳᠠᠳᠤ ᠤᠯᠤᠰ ᠤᠨ ᠲᠡᠮᠦᠷ ᠵᠠᠮ ᠤᠨ ᠠᠷᠪᠠᠳᠤᠭᠠᠷ ᠲᠤᠪᠴᠢᠶᠠᠨ ᠤ ᠴᠠᠬᠢᠯᠭᠠᠨ ᠤ ᠶᠠᠪᠤᠳᠠᠯ ᠤᠨ ᠺᠣᠮᠫᠠᠨᠢ ᠶᠢᠨ  ᠵᠢᠨᠢᠩ ᠠᠴᠠ ᠡᠷᠢᠶᠡᠨ ᠬᠦᠷᠬᠦ  ᠲᠡᠮᠦᠷ ᠵᠠᠮ ᠤᠨ ᠳᠡᠳ᠋ ᠵᠢᠯᠤᠭᠤᠳᠬᠤ ᠳᠠᠷᠤᠭ᠎ᠠ ᠰᠢᠦᠢ ᠬᠤᠩ ᠵᠢᠶᠦ᠋ᠨ᠄ ︵ᠲᠣᠰ ᠤᠳᠠᠭᠠᠨ ᠤ ᠡᠷᠢᠶᠡᠨ  ᠦᠷᠳᠡᠭᠡᠨ ᠤ ᠥᠭᠡᠷᠡᠴᠢᠯᠡᠨ ᠪᠠᠶᠢᠭᠤᠯᠬᠤ ᠠᠵᠢᠯ ᠨᠢ 1 ᠲᠥᠪᠯᠡᠷᠡᠭᠦᠯᠦᠨ ᠡᠵᠡᠮᠳᠡᠬᠦ ᠲᠥᠪ  ᠂  4   ᠬᠤᠯᠪᠤᠨ ᠵᠤᠯᠭᠠᠭᠤᠯᠬᠤ ᠲᠤᠭᠤᠷᠢᠭ  ᠂  9  ᠬᠤᠪᠢᠶᠠᠷᠢ ᠲᠠᠯᠠᠪᠤᠷ ᠤᠨ ᠲᠥᠬᠦᠭᠡᠷᠦᠮᠵᠢ ᠶᠢ  ᠵᠠᠯᠭᠠᠬᠤ ᠪᠠ ᠰᠢᠨ᠎ᠡ ᠲᠥᠬᠦᠭᠡᠷᠦᠮᠵᠢ  ᠪᠠᠭᠳᠠᠵᠦ᠂ ᠡᠨᠡᠬᠦ  ᠢᠨᠵᠡᠸ᠋ᠨᠡᠷᠢᠩ ᠤᠨ ᠨᠥᠯᠥᠭᠡᠯᠡᠬᠦ ᠬᠡᠪᠴᠢᠶ᠎ᠡ ᠨᠢ ᠥᠷᠭᠡᠨ᠂ ᠪᠠᠷᠢᠯᠭ᠎ᠠ ᠶᠢᠨ ᠠᠵᠢᠯ ᠤᠨ ᠬᠡᠮᠵᠢᠶ᠎ᠡ ᠨᠢ ᠶᠡᠭᠡ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠳᠠᠷᠤᠯᠲᠠ  ᠶᠡᠭᠡ ᠪᠠᠶᠢᠨ᠎ᠠ  ᠃︶               ᠡᠷᠢᠶᠡᠨ ᠦᠷᠳᠡᠭᠡ ᠪᠣᠯ ᠵᠢᠨᠢᠩ ᠠᠴᠠ  ᠡᠷᠢᠶᠡᠨ ᠬᠦᠷᠬᠦ  ᠲᠡᠮᠦᠷ ᠵᠠᠮ ᠤᠨ  ᠭᠤᠤᠯ ᠵᠠᠮ ᠱᠤᠭᠤᠮ  ᠂ ᠳᠤᠮᠳᠠᠳᠤ ᠡᠸᠦ᠋ᠷᠦᠫᠡ ᠶᠢᠨ  ᠡᠭᠡᠯᠵᠢ ᠶᠢᠨ ᠭᠠᠯᠲᠤ ᠲᠡᠷᠭᠡᠨ ᠤ ᠳᠤᠮᠳᠠ ᠱᠤᠭᠤᠮ ᠤᠨ  ᠵᠠᠩᠭᠢᠯᠠᠭ᠎ᠠ ᠶᠢᠨ ᠴᠡᠭ ᠪᠣᠯᠣᠨ᠎ᠠ  ᠃  ᠤᠷᠴᠢᠮ ᠤᠨ ᠵᠢᠯ ᠲᠤ᠂ ᠣᠯᠠᠨ ᠤᠯᠤᠰ ᠤᠨ  ᠲᠡᠭᠡᠭᠡᠪᠦᠷᠢ ᠶᠢᠨ ᠬᠡᠮᠵᠢᠶ᠎ᠡ ᠪᠠ ᠳᠤᠮᠳᠠᠳᠤ ᠡᠸᠦ᠋ᠷᠦᠫᠡ ᠶᠢᠨ  ᠡᠭᠡᠯᠵᠢ ᠶᠢᠨ  ᠭᠠᠯᠳᠦ ᠲᠡᠷᠭᠡᠨ ᠤ ᠲᠤᠭ᠎ᠠ ᠨᠡᠮᠡᠭᠳᠡᠬᠦ ᠶᠢ ᠳᠠᠭᠠᠯᠳᠤᠨ᠂ ᠣᠲᠣ ᠪᠠᠶᠢᠭ᠎ᠠ ᠲᠡᠭᠡᠭᠡᠪᠦᠷᠢ ᠶᠢᠨ  ᠴᠢᠳᠠᠮᠵᠢ ᠨᠢ ᠬᠢᠯᠢ ᠪᠠᠷ ᠣᠷᠣᠵᠤ ᠢᠷᠡᠬᠦ ᠡᠳᠦᠷ ᠳᠤᠮᠳᠠᠴᠢ ᠶᠢᠨ  ᠲᠡᠭᠡᠭᠡᠪᠦᠷᠢ ᠶᠢᠨ  ᠲᠤᠭ᠎ᠠ ᠬᠡᠮᠵᠢᠶ᠎ᠡ ᠪᠠ ᠲᠦᠮᠡᠨ ᠲᠣᠨ ᠤ  ᠭᠠᠯᠳᠦ  ᠲᠡᠷᠭᠡᠨ ᠤ ᠵᠤᠯᠭᠠᠯᠳᠠ ᠶᠢᠨ  ᠬᠡᠷᠡᠭᠴᠡᠭᠡ ᠶᠢ ᠬᠠᠩᠭᠠᠵᠤ ᠳᠡᠶᠢᠯᠬᠦ ᠦᠭᠡᠢ   ᠪᠤᠯᠵᠦ᠂  ᠳᠤᠮᠳᠠᠳᠤ ᠮᠣᠩᠭᠤᠯ ᠤᠨ ᠲᠡᠮᠦᠷ ᠵᠠᠮ ᠤᠨ ᠲᠡᠭᠡᠭᠡᠪᠦᠷᠢ ᠶᠢᠨ  ᠨᠡᠮᠡᠭᠳᠡᠯ ᠢ  ᠬᠢᠵᠠᠭᠠᠷᠯᠬᠠᠰᠡᠨ ᠠᠴᠠ  ᠴᠢᠳᠠᠮᠵᠢ ᠶᠢ ᠥᠷᠭᠡᠳᠬᠡᠨ ᠥᠭᠡᠷᠡᠴᠢᠯᠡᠬᠦ ᠴᠢᠬᠤᠯᠠᠲᠠᠢ  ᠪᠤᠯᠵᠠᠢ  ᠃              ︵ ᠰᠤᠷᠪᠤᠯᠵᠢᠯᠠᠭ᠎ᠠ︶  ᠄ ᠬᠥᠬᠡᠬᠤᠲᠠ  ᠲᠡᠮᠤᠷ ᠵᠠᠮ ᠤᠨ ᠲᠤᠪᠴᠢᠶᠠᠨ ᠤ ᠣᠷᠣᠨ ᠰᠠᠭᠤᠴᠠ ᠶᠢᠨ ᠪᠦᠲᠦᠭᠡᠨ ᠪᠠᠶᠢᠭᠤᠯᠤᠯᠲᠠ ᠶᠢᠨ ᠵᠢᠯᠤᠭᠤᠳᠬᠤ ᠭᠠᠵᠠᠷ ᠤᠨ ᠠᠵᠤ ᠦᠢᠯᠡᠳᠪᠦᠷᠢ ᠶᠢᠨ ᠬᠠᠮᠢᠶᠠᠷᠤᠯᠲᠠ ᠶᠢᠨ  ᠬᠡᠯᠳᠡᠰ` ᠤᠨ ᠲᠠᠷᠤᠭ᠎ᠠ  ᠸᠧᠢ ᠹᠧᠩ᠄ ︵ᠡᠷᠢᠶᠡᠨ ᠬᠤᠲᠠ ᠶᠢᠨ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ  ᠳᠡᠮᠵᠢᠯᠭᠡ ᠳᠣᠣᠷ᠎ᠠ᠂ ᠳᠤᠮᠳᠠᠳᠤ ᠤᠯᠤᠰ ᠤᠨ ᠲᠡᠮᠦᠷ ᠵᠠᠮ ᠤᠨ ᠬᠥᠬᠡᠬᠤᠲᠠ  ᠲᠣᠪᠴᠢᠶ᠎ᠠ᠂ ᠳᠤᠮᠳᠠᠳᠤ ᠤᠯᠤᠰ ᠤᠨ ᠲᠡᠮᠦᠷ ᠵᠠᠮ ᠤᠨ ᠠᠷᠪᠠᠳᠤᠭᠠᠷ ᠲᠤᠪᠴᠢᠶᠠᠨ ᠤ ᠪᠦᠯᠦᠭᠯᠡᠯ ᠺᠣᠮᠫᠠᠨᠢ ᠬᠢᠵᠢᠭ ᠤᠨ ᠪᠠᠶᠢᠳᠠᠯ ᠤᠨ ᠳᠠᠭᠠᠷᠢᠯᠲᠠ᠂ ᠮᠠᠲ᠋ᠧᠷᠢᠶᠠᠯ ᠢ ᠲᠠᠯᠠᠪᠠᠶ ᠳᠤ ᠣᠷᠣᠭᠤᠯᠬᠤ ᠵᠡᠷᠭᠡ ᠬᠦᠴᠢᠷᠳᠡᠯ ᠢ ᠢᠯᠠᠨ ᠳᠠᠪᠠᠵᠤ᠂ ᠬᠠᠭᠠᠰ ᠵᠢᠯ ᠰᠢᠬᠠᠮ ᠤᠨ ᠪᠠᠷᠢᠯᠭ᠎ᠠ ᠶᠢᠨ ᠠᠵᠢᠯ ᠬᠢᠬᠦ ᠪᠠᠷ ᠳᠡᠮᠵᠢᠨ᠂  ᠡᠷᠢᠶᠡᠨ  ᠦᠷᠳᠡᠭᠡᠨ ᠤ ᠥᠭᠡᠷᠡᠴᠢᠯᠡᠨ ᠪᠠᠶᠢᠭᠤᠯᠬᠤ ᠠᠵᠢᠯ ᠢ ᠠᠮᠵᠢᠯᠲᠠ ᠲᠠᠢ ᠪᠡᠶᠡᠯᠡᠭᠦᠯᠵᠦ᠂ ᠠᠶᠠᠨᠴᠢᠳ ᠪᠠ  ᠪᠠᠷᠠᠭᠠᠨ ᠤ ᠲᠡᠭᠡᠭᠡᠪᠦᠷᠢ ᠶᠢᠨ ᠦᠢᠯᠡᠴᠢᠯᠡᠭᠡᠨ ᠤ ᠶᠠᠰᠤ ᠴᠢᠨᠠᠷ ᠢ ᠳᠡᠭᠡᠭᠰᠢᠯᠡᠭᠦᠯᠦᠨ᠂   ᠪᠡᠯᠡᠳᠬᠡᠯ ᠲᠥᠬᠦᠭᠡᠷᠦᠮᠵᠢ ᠶᠢᠨ ᠴᠢᠳᠠᠮᠵᠢ ᠶᠢ   ᠰᠠᠶᠢᠵᠢᠷᠡᠭᠤᠯᠤᠠᠠᠰᠡᠨ ᠤ ᠬᠠᠮᠳᠦ᠂ ᠡᠷᠢᠶᠡᠨ  ᠦᠷᠳᠡᠭᠡᠨ ᠤ ᠨᠢᠭᠡ ᠴᠣᠭᠴᠠᠵᠢᠭᠤᠯᠤᠭᠰᠠᠨ ᠲᠡᠭᠡᠭᠡᠪᠦᠷᠢ ᠶᠢᠨ ᠲᠣᠬᠢᠷᠠᠭᠤᠯᠤᠨ ᠵᠢᠯᠤᠭᠤᠳᠬᠤ ᠬᠡᠷᠡᠭᠴᠡᠭᠡ ᠶᠢ ᠨᠢᠭᠡᠳᠦᠯᠲᠡᠢ ᠲᠥᠯᠥᠪᠯᠡᠨ᠂ ᠰᠢᠨ᠎ᠡ ᠪᠠᠷ ᠪᠠᠶᠢᠭᠤᠯᠤᠭᠰᠠᠨ ᠲᠣᠬᠢᠷᠠᠭᠤᠯᠤᠨ ᠲᠥᠪᠯᠡᠷᠡᠭᠦᠯᠦᠨ ᠡᠵᠡᠮᠳᠡᠬᠦ ᠲᠥᠪ ᠤᠨ ᠢᠨᠵᠧᠨᠧᠷᠢᠩ ᠢ ᠴᠦ ᠬᠠᠮᠲᠤ  ᠳᠤᠨᠢ ᠬᠡᠷᠡᠭᠯᠡᠯᠲᠡ ᠳᠤ ᠣᠷᠣᠭᠤᠯᠵᠤ᠂ ᠡᠷᠢᠶᠡᠨ  ᠦᠷᠳᠡᠭᠡᠨ ᠤ ᠳᠥᠷᠪᠡᠨ ᠲᠠᠯᠠᠪᠤᠷ ᠤᠨ ᠨᠢᠭᠡᠳᠦᠯᠲᠡᠢ ᠲᠣᠬᠢᠷᠠᠭᠤᠯᠤᠯᠲᠠ᠂ ᠨᠢᠭᠡᠳᠦᠯᠲᠡᠢ ᠵᠢᠯᠣᠭᠤᠳᠤᠯᠭ᠎ᠠ᠂ ᠨᠢᠭᠡᠳᠦᠯᠲᠡᠢ ᠬᠠᠮᠢᠶᠠᠷᠤᠯᠲᠠ ᠶᠢ ᠪᠡᠶᠡᠯᠡᠭᠦᠯᠵᠦ᠂  ᠬᠥᠮᠥᠨ ᠤ ᠬᠦᠴᠦᠨ ᠤ ᠡᠬᠢ ᠪᠠᠶᠠᠯᠢᠭ ᠤᠨ ᠲᠣᠬᠢᠷᠠᠭᠤᠯᠤᠯᠲᠠ ᠶᠢ ᠰᠢᠨᠵᠢᠯᠡᠬᠦ ᠤᠬᠠᠭᠠᠨᠴᠢ ᠪᠠᠷ ᠵᠦᠢ ᠵᠣᠬᠢᠰᠲᠠᠢ ᠪᠣᠯᠭᠠᠭᠰᠠᠨ ᠢᠶᠠᠷ ᠪᠠᠷᠠᠬᠤ ᠦᠭᠡᠢ᠂ ᠡᠷᠢᠶᠡᠨ  ᠦᠷᠳᠡᠭᠡᠨ ᠤ ᠲᠡᠭᠡᠭᠡᠪᠦᠷᠢ ᠶᠢᠨ ᠴᠢᠳᠠᠮᠵᠢ   ᠶᠢ ᠲᠡᠭᠡᠭᠰᠢᠯᠡᠭᠦᠯᠬᠦ ᠪᠤᠯᠤᠨ᠎ᠠ  ᠃︶           ᠣᠶᠢᠯᠠᠭᠠᠭᠰᠠᠨ ᠢᠶᠠᠷ᠂ ᠡᠷᠢᠶᠡᠨ ᠥᠷᠲᠡᠭᠡ  ᠨᠢ 1956 ᠣᠨ ᠳᠤ  ᠪᠠᠶᠢᠭᠤᠯᠤᠠᠠᠳᠠᠵᠦ᠂ ᠳᠤᠮᠳᠠᠳᠤ  ᠂ ᠮᠣᠩᠭᠤᠯ  ᠂ ᠣᠷᠣᠰ ᠭᠤᠷᠪᠠᠨ ᠤᠯᠤᠰ ᠤᠨ ᠣᠯᠠᠨ  ᠤᠯᠤᠰᠴᠢᠯᠬᠠᠰᠡᠨ ᠠᠷᠠᠯᠵᠢᠶ᠎ᠠ ᠬᠤᠳᠠᠯᠳᠤᠭᠠᠨ ᠤ ᠭᠤᠤᠯ ᠪᠤᠭᠤᠮᠳᠠ ᠪᠤᠯᠤᠠᠠᠰᠡᠨ ᠪᠠᠶᠢᠨ᠎ᠠ᠃  ᠣᠯᠠᠨ ᠤᠯᠤᠰ ᠤᠨ ᠬᠠᠮᠲᠤᠷᠠᠭᠰᠠᠨ ᠲᠡᠭᠡᠭᠡᠪᠦᠷᠢ ᠶᠢᠨ   ᠵᠢᠨᠢᠩ ᠠᠴᠠ ᠡᠷᠢᠶᠡᠨ  ᠬᠦᠷᠬᠦ  ᠲᠡᠮᠦᠷ ᠵᠠᠮ ᠤᠨ ᠡᠴᠦᠰ ᠤᠨ ᠥᠷᠲᠡᠭᠡ ᠪᠣᠯᠣᠨ᠎ᠠ  ᠃ ᠤᠯᠠᠨ ᠤᠳᠠᠭᠠᠨ ᠤ ᠥᠭᠡᠷᠡᠴᠢᠯᠡᠵᠦ ᠥᠷᠭᠡᠳᠬᠡᠨ ᠪᠠᠶᠢᠭᠤᠯᠬᠤ ᠪᠠᠷ ᠳᠠᠮᠵᠢᠭᠠᠳ᠂ ᠡᠨᠡ  ᠤᠳᠠᠭᠠᠨ ᠤ  ᠪᠠᠷᠢᠯᠭ᠎ᠠ ᠳᠠᠭᠤᠰᠤᠭᠰᠠᠨ ᠤ ᠳᠠᠷᠠᠭ᠎ᠠ᠂ ᠲᠡᠮᠦᠷ ᠵᠠᠮ ᠤᠨ ᠳᠠᠭᠠᠭᠠᠴᠠ ᠶᠢᠨ ᠴᠢᠳᠠᠪᠤᠷᠢ ᠪᠠ ᠬᠢᠯᠢ ᠪᠠᠷ ᠥᠩᠭᠡᠷᠡᠬᠦ  ᠡᠭᠡᠯᠵᠢ ᠶᠢᠨ ᠭᠠᠯᠲᠤ  ᠲᠡᠷᠭᠡᠨ ᠤ ᠰᠣᠯᠢᠵᠤ ᠠᠴᠢᠶᠠᠯᠠᠬᠤ  ᠴᠢᠳᠠᠮᠵᠢ  ᠶᠡᠬᠡᠪᠡᠷ  ᠨᠡᠮᠡᠭᠳᠡᠵᠦ  ᠂  ᠵᠢᠨᠢᠩ ᠠᠴᠠ ᠡᠷᠢᠶᠡᠨ  ᠬᠦᠷᠬᠦ  ᠲᠡᠮᠦᠷ ᠵᠠᠮ ᠤᠨ ᠪᠠᠷᠠᠭᠠᠨ ᠤ ᠲᠡᠭᠡᠭᠡᠪᠦᠷᠢ  ᠶᠢ ᠳᠡᠭᠡᠭᠰᠢᠯᠡᠭᠦᠯᠵᠦ᠂  ᠳᠤᠮᠳᠠᠳᠤ ᠮᠣᠩᠭᠤᠯ ᠤᠨ  ᠬᠤᠭᠤᠷᠤᠨᠳᠤᠬᠢ ᠲᠡᠭᠡᠭᠡᠪᠦᠷᠢ ᠶᠢᠨ ᠬᠡᠷᠡᠭᠴᠡᠭᠡ ᠶᠢ ᠬᠠᠩᠭᠠᠵᠤ᠂  ᠤᠯᠤᠰ ᠤᠨ ︽ᠨᠢᠭᠡ ᠪᠦᠰᠡ ᠨᠢᠭᠡ ᠵᠠᠮ︾ ᠤᠨ ᠪᠦᠲᠦᠭᠡᠨ ᠪᠠᠶᠢᠭᠤᠯᠤᠯᠲᠠ ᠂ ︽ᠳᠤᠮᠳᠠᠳᠤ ᠮᠣᠩᠭᠤᠯ ᠣᠷᠣᠰ ᠤᠨ ᠠᠵᠤ ᠠᠬᠤᠢ ᠶᠢᠨ ᠬᠤᠩᠭᠢᠯ︾ ᠤᠨ ᠪᠠᠶᠢᠯᠳᠤᠬᠤ ᠪᠣᠳᠣᠯᠭ᠎ᠠ ᠶᠢ ᠲᠦᠯᠬᠢᠨ ᠠᠬᠢᠭᠤᠯᠬᠤ ᠳᠤ ᠴᠢᠬᠤᠯᠠ ᠠᠴᠢ

        365网络科技_bat365在线登录_注册送365元可提款

        ᠬᠤᠯᠪᠣᠭᠳᠠᠯ ᠲᠠᠢ ᠶᠤᠮ᠃
         
        ᠢᠷᠡᠯᠲᠡ᠄ ᠬᠠᠮ ᠵᠢᠭᠤᠴᠢᠯᠠᠭᠤᠷ ᠤᠨ ᠶᠠᠷᠦᠩᠬᠡᠶᠢᠯᠡᠭᠰᠡᠨ ᠷᠠᠳᠢᠤ᠋
         
         
        ᠬᠠᠮᠢᠶ᠎ᠠ ᠪᠥᠬᠦᠢ ᠰᠤᠨᠢᠨ
         
        ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号